ᠲᠡᠮᠦᠷ ᠵᠠᠮ ᠤᠨ ᠲᠡᠭᠡᠭᠡᠪᠦᠷᠢ ᠶᠢᠨ ᠲᠤᠬᠠᠢ ᠬᠠᠤᠯᠢ ᠶᠢᠨ ᠲᠥᠰᠥᠯ ᠡᠷᠭᠦᠨ ᠮᠡᠳᠡᠭᠦᠯᠦᠯ᠎ᠡ
ᠥᠨᠥᠳᠥᠷ ᠲᠡᠮᠦᠷ ᠵᠠᠮ ᠤᠨ ᠰᠠᠯᠪᠤᠷᠢ ᠳᠤ ᠴᠡᠭᠴᠡᠯᠡᠬᠦ ᠠᠰᠠᠭᠤᠳᠠᠯ ᠴᠥᠭᠡᠨ ᠦᠭᠡᠢ ᠪᠠᠶᠢᠨ᠎ᠠ᠃ ᠲᠡᠭᠦᠨ ᠦ ᠨᠢᠭᠡ ᠭᠣᠣᠯ ᠲᠤᠯᠭᠠᠭᠤᠷᠢ ᠨᠢ ᠡᠷᠬᠡ ᠵᠦᠢ ᠶᠢᠨ ᠰᠢᠨᠡᠴᠢᠯᠡᠯ᠃ ᠮᠠᠨ ᠤ ᠤᠯᠤᠰ ᠤᠨ ᠦᠨᠳᠦᠰᠦᠨ ᠦ ᠲᠡᠮᠦᠷ ᠵᠠᠮ ᠤᠨ ᠰᠦᠯᠵᠢᠶᠡᠨ ᠦ ᠤᠷᠲᠤ ᠥᠨᠥᠳᠥᠷ ᠦᠨ ᠪᠠᠶᠢᠳᠠᠯ ᠢᠶᠠᠷ 2᠂964.9 ᠺᠢᠯᠣᠮᠧᠲ᠋ᠷ ᠪᠣᠯᠵᠤ ᠥᠷᠭᠡᠵᠢᠭᠡᠳ ᠪᠠᠶᠢᠨ᠎ᠠ᠃ ᠥᠩᠭᠡᠷᠡᠭᠴᠢ ᠣᠨ ᠳᠤ ᠵᠡᠭᠦᠨᠪᠠᠶᠠᠨ-ᠬᠠᠩᠭᠢ᠂ ᠲᠠᠪᠤᠨᠲᠣᠯᠣᠭᠠᠢ-ᠭᠠᠰᠢᠭᠤᠨᠠᠰᠤᠬᠠᠢ ᠳᠤ᠂ ᠲᠠᠪᠤᠨᠲᠣᠯᠣᠭᠠᠢ–ᠵᠡᠭᠦᠨᠪᠠᠶᠠᠨ ᠴᠢᠭᠯᠡᠯ ᠦᠨ 876.4 ᠺᠢᠯᠣᠮᠧᠲ᠋ᠷ ᠲᠡᠮᠦᠷ ᠵᠠᠮ ᠪᠠᠷᠢᠭᠳᠠᠭᠰᠠᠨ᠃ ᠡᠨᠡ ᠬᠢᠷᠢ ᠪᠡᠷ ᠲᠡᠮᠦᠷ ᠵᠠᠮ ᠤᠨ ᠰᠠᠯᠪᠤᠷᠢ ᠳᠤ ᠥᠮᠴᠢ ᠶᠢᠨ ᠣᠯᠠᠨ ᠬᠡᠯᠪᠡᠷᠢ ᠪᠦᠬᠦᠢ ᠬᠠᠤᠯᠢ ᠶᠢᠨ ᠡᠲᠡᠭᠡᠳ ᠪᠤᠢ ᠪᠣᠯᠵᠤ᠂ ᠬᠡᠷᠡᠭᠯᠡᠭᠴᠢ ᠶᠢᠨ ᠲᠣᠭ᠎ᠠ ᠡᠷᠡᠰ ᠥᠰᠴᠦ ᠪᠠᠶᠢᠭ᠎ᠠ ᠶᠤᠮ᠃ ᠤᠷᠢᠳᠤ ᠨᠢ ᠲᠡᠮᠦᠷ ᠵᠠᠮ ᠤᠨ ᠰᠠᠭᠤᠷᠢ ᠪᠦᠲᠦᠴᠡ ᠡᠵᠡᠮᠰᠢᠭᠴᠢ᠂ ᠲᠡᠭᠡᠭᠡᠪᠦᠷᠢᠯᠡᠭᠴᠢ ᠭᠠᠭᠴᠠᠬᠠᠨ ᠪᠠᠶᠢᠭᠰᠠᠨ ᠪᠣᠯ ᠡᠳᠦᠭᠡ ᠰᠠᠭᠤᠷᠢ ᠪᠦᠲᠦᠴᠡ ᠡᠵᠡᠮᠰᠢᠭᠴᠢ 4᠂ ᠲᠡᠭᠡᠭᠡᠪᠦᠷᠢᠯᠡᠭᠴᠢ 4᠂ ᠰᠠᠭᠤᠷᠢ ᠪᠦᠲᠦᠴᠡ ᠪᠠᠷᠢᠬᠤ᠂ ᠤᠭᠰᠠᠷᠠᠬᠤ ᠡᠷᠬᠡ ᠪᠦᠬᠦᠢ 253᠂ ᠳᠠᠩᠨᠠᠭᠰᠠᠨ ᠪᠣᠯᠤᠨ ᠰᠠᠯᠪᠤᠷᠢ ᠵᠠᠮ᠂ ᠲᠠᠯᠠᠪᠠᠢ᠂ ᠬᠥᠳᠡᠯᠬᠦ ᠪᠦᠷᠢᠯᠳᠦᠬᠦᠨ ᠡᠵᠡᠮᠰᠢᠭᠴᠢ 250 ᠣᠷᠴᠢᠮ ᠪᠣᠯᠵᠤ ᠨᠡᠮᠡᠭᠳᠡᠯ᠎ᠡ᠃ ᠡᠭᠦᠨ ᠲᠡᠢ ᠬᠣᠯᠪᠣᠭᠠᠲᠠᠢ ᠪᠠᠷ ᠵᠠᠮ᠂ ᠲᠡᠭᠡᠭᠡᠪᠦᠷᠢ ᠶᠢᠨ ᠬᠥᠭᠵᠢᠯ ᠦᠨ ᠰᠠᠶᠢᠳ᠂ ᠤᠯᠤᠰ ᠤᠨ ᠶᠡᠬᠡ ᠬᠤᠷᠠᠯ ᠶᠢᠨ ᠭᠡᠰᠢᠭᠦᠨ ᠰ ∙ ᠪᠢᠮᠪᠠᠴᠣᠭ ᠲᠤ ᠲᠡᠮᠦᠷ ᠵᠠᠮ ᠤᠨ ᠲᠡᠭᠡᠭᠡᠪᠦᠷᠢ ᠶᠢᠨ ᠲᠤᠬᠠᠢ ᠬᠠᠤᠯᠢ ᠶᠢ ᠰᠢᠨᠡᠴᠢᠯᠡᠨ ᠪᠣᠯᠪᠠᠰᠤᠷᠠᠭᠤᠯᠵᠤ ᠤᠯᠤᠰ ᠤᠨ ᠶᠡᠬᠡ ᠬᠤᠷᠠᠯ ᠳᠦ ᠥᠷᠭᠡᠨ ᠮᠡᠳᠡᠭᠦᠯᠦᠯ᠎ᠡ᠃ ᠬᠠᠤᠯᠢ ᠪᠠᠲᠤᠯᠠᠭᠳᠠᠭᠰᠠᠨ ᠢᠶᠠᠷ᠄ ᠲᠡᠮᠦᠷ ᠵᠠᠮ ᠤᠨ ᠲᠡᠭᠡᠭᠡᠪᠦᠷᠢᠯᠡᠯᠲᠡ ᠲᠡᠢ ᠬᠣᠯᠪᠣᠭ᠎ᠠ ᠲᠠᠢ ᠰᠠᠭᠤᠷᠢ ᠬᠠᠷᠢᠯᠴᠠᠭ᠎ᠠ ᠢᠯᠡᠭᠦᠦ ᠲᠣᠳᠣᠷᠬᠠᠢ᠂ ᠣᠨᠣᠪᠴᠢᠲᠠᠢ ᠪᠣᠯᠵᠤ᠂ ᠠᠪᠤᠯᠠ ᠠᠰᠢᠭ ᠰᠣᠨᠢᠷᠬᠠᠯ ᠤᠨ ᠵᠥᠷᠢᠴᠡᠯ ᠢ ᠲᠠᠰᠤᠯᠤᠨ ᠵᠣᠭᠰᠣᠭᠠᠨ᠎ᠠ᠃ ᠲᠡᠭᠡᠭᠡᠪᠦᠷᠢᠯᠡᠯᠲᠡ ᠶᠢᠨ ᠦᠢᠯᠡ ᠠᠵᠢᠯᠯᠠᠭᠠᠨ ᠳᠤ ᠣᠷᠣᠯᠴᠠᠭᠴᠢᠳ ᠤᠨ ᠲᠡᠭᠰᠢ ᠣᠷᠣᠯᠴᠠᠭ᠎ᠠ ᠶᠢ ᠬᠠᠩᠭᠠᠨ᠎ᠠ᠃ ᠰᠠᠭᠤᠷᠢ ᠪᠦᠲᠦᠴᠡ ᠪᠣᠯᠤᠨ ᠬᠥᠳᠡᠯᠬᠦ ᠪᠦᠷᠢᠯᠳᠦᠬᠦᠨ ᠦ ᠠᠰᠢᠭᠯᠠᠯᠲᠠ᠂ ᠵᠠᠰᠠᠪᠤᠷᠢ ᠦᠢᠯᠡᠴᠢᠯᠡᠭᠡ ᠰᠠᠶᠢᠵᠢᠷᠠᠵᠤ᠂ ᠬᠥᠷᠥᠩᠭᠡ ᠣᠷᠣᠭᠤᠯᠤᠯᠲᠠ᠂ ᠲᠡᠭᠡᠭᠡᠪᠦᠷᠢ ᠶᠢᠨ ᠦᠷ᠎ᠡ ᠠᠰᠢᠭ ᠨᠡᠮᠡᠭᠳᠡᠨ᠎ᠡ᠃ ᠲᠡᠮᠦᠷ ᠵᠠᠮ ᠤᠨ ᠠᠵᠢᠯᠲᠠᠨ ᠤ ᠨᠡᠶᠢᠭᠡᠮ ᠤᠨ ᠪᠠᠲᠤᠯᠠᠭ᠎ᠠ ᠰᠠᠶᠢᠵᠢᠷᠠᠵᠤ᠂ ᠲᠣᠭᠲᠠᠪᠤᠷᠢᠲᠠᠢ ᠠᠵᠢᠯᠯᠠᠬᠤ ᠨᠥᠬᠥᠴᠡᠯ ᠪᠣᠯᠤᠮᠵᠢ ᠪᠥᠷᠢᠳᠦᠨ᠎ᠡ᠃ ᠬᠥᠳᠡᠯᠭᠡᠭᠡᠨ ᠦ ᠠᠶᠤᠯ ᠦᠭᠡᠢ ᠪᠠᠶᠢᠳᠠᠯ ᠢ ᠬᠠᠩᠭᠠᠵᠤ᠂ ᠬᠠᠤᠯᠢ ᠶᠢᠨ ᠬᠡᠶᠢᠳᠡᠯ᠂ ᠵᠥᠷᠢᠴᠡᠯ ᠳᠠᠪᠬᠤᠷᠳᠠᠯ ᠠᠷᠢᠯᠵᠤ᠂ ᠵᠣᠬᠢᠴᠠᠭᠤᠯᠤᠯᠲᠠ ᠦᠭᠡᠢ ᠪᠠᠶᠢᠭ᠎ᠠ ᠵᠠᠷᠢᠮ ᠬᠠᠷᠢᠯᠴᠠᠭ᠎ᠠ ᠲᠣᠳᠣᠷᠬᠠᠢ ᠪᠣᠯᠤᠨ᠎ᠠ᠃ ᠲᠡᠮᠦᠷ ᠵᠠᠮ ᠤᠨ ᠰᠠᠭᠤᠷᠢ ᠪᠦᠲᠦᠴᠡ᠂ ᠬᠦᠳᠡᠯᠬᠦ ᠪᠦᠷᠢᠯᠳᠦᠬᠦᠨ ᠦ ᠥᠮᠴᠢᠯᠡᠯ᠂ ᠡᠵᠡᠮᠰᠢᠯ᠂ ᠠᠰᠢᠭᠯᠠᠯᠲᠠ ᠶᠢᠨ ᠡᠷᠬᠡ ᠵᠦᠢ ᠶᠢᠨ ᠣᠷᠴᠢᠨ ᠢᠯᠡᠭᠦᠦ ᠰᠠᠶᠢᠵᠢᠷᠠᠨ᠎ᠠ᠃ ᠣᠯᠠᠨ ᠤᠯᠤᠰ᠂ ᠪᠦᠰᠡ ᠨᠤᠲᠤᠭ᠂ ᠭᠠᠳᠠᠭᠠᠳᠤ ᠣᠷᠣᠨ ᠤ ᠳᠡᠪᠰᠢᠯᠲᠡᠲᠦ ᠲᠧᠭᠨᠢᠭ ᠲᠧᠭᠨᠣᠯᠣᠭᠢ ᠡᠵᠡᠮᠰᠢᠬᠦ᠂ ᠢᠨᠨᠣᠸᠠᠼ ᠨᠡᠪᠲᠡᠷᠡᠭᠦᠯᠬᠦ᠂ ᠬᠥᠷᠦᠩᠭᠡ ᠣᠷᠣᠭᠤᠯᠤᠯᠲᠠ ᠲᠠᠲᠠᠬᠤ ᠪᠣᠯᠤᠮᠵᠢ ᠪᠦᠷᠢᠳᠴᠦ᠂ ᠲᠡᠭᠡᠭᠡᠪᠦᠷᠢ ᠶᠢᠨ ᠦᠷ᠎ᠡ ᠠᠰᠢᠭ ᠢ ᠨᠡᠮᠡᠭᠳᠡᠭᠦᠯᠦᠨ᠎ᠡ᠃ ᠰᠢᠨ᠎ᠡ ᠰᠡᠷᠭᠦᠯᠲᠡ ᠲᠡᠮᠦᠷ ᠵᠠᠮ ᠢᠶᠠᠷ ᠲᠦᠭᠦᠴᠢᠭᠡᠯᠡᠨ᠎ᠡ