ᠭᠤᠷᠪᠠᠨ ᠤᠯᠤᠰ ᠤᠨ ᠬᠢᠯᠢ ᠶᠢᠨ ᠲᠡᠮᠦᠷ ᠵᠠᠮ᠎ᠠ ᠨᠤᠭᠤᠳ ᠤᠨ ᠺᠣᠮᠢᠰ ᠤᠨ ᠵᠥᠪᠯᠡᠭᠡᠨ ᠦᠷᠭᠦᠯᠵᠢᠯᠡᠵᠦ ᠪᠠᠶᠢᠨ᠎ᠠ

ᠮᠣᠩᠭᠣᠯ-ᠣᠷᠣᠰ ᠬᠣᠯᠪᠣᠭᠠᠨ ᠤ ᠤᠯᠤᠰ-ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠬᠢᠯᠢ ᠶᠢᠨ ᠲᠡᠮᠦᠷ ᠵᠠᠮ᠎ᠠ ᠨᠤᠭᠤᠳ ᠤᠨ ᠺᠣᠮᠢᠰ ᠤᠨ ᠡᠭᠡᠯᠵᠢᠲᠦ ᠵᠥᠪᠯᠡᠭᠡᠨ ᠡᠨᠡ ᠰᠠᠷ᠎ᠠ ᠶᠢᠨ 06-07 ᠍ ᠤ ᠡᠳᠦᠷ ᠦᠳ ᠲᠦ ᠴᠠᠬᠢᠮ ᠢᠶᠠᠷ ᠵᠣᠬᠢᠶᠠᠨ ᠪᠠᠶᠢᠭᠤᠯᠤᠭᠳᠠᠵᠤ ᠪᠠᠶᠢᠨ᠎ᠠ᠃ ᠵᠥᠪᠯᠡᠭᠡᠨ ᠢᠶᠡᠷ ᠮᠣᠩᠭᠣᠯ ᠤᠯᠤᠰ ᠤᠨ ᠡᠺᠰᠫᠣᠷᠲ᠂ ᠢᠮᠫᠣᠷᠲ ᠤᠨ ᠲᠡᠭᠡᠭᠡᠪᠦᠷᠢ ᠶᠢᠨ ᠬᠡᠮᠵᠢᠶ᠎ᠡ᠂ ᠭᠠᠯᠲᠤ ᠲᠡᠷᠭᠡ ᠰᠣᠯᠢᠯᠴᠠᠭ᠎ᠠ ᠶᠢ ᠨᠡᠮᠡᠭᠳᠡᠭᠦᠯᠵᠦ᠂ ᠭᠠᠯᠲᠤ ᠲᠡᠷᠭᠡᠨ ᠦ ᠵᠢᠩ ᠪᠣᠯᠤᠨ ᠤᠷᠲᠤ ᠶᠢ ᠨᠡᠮᠡᠭᠳᠡᠭᠦᠯᠬᠦ ᠵᠡᠷᠭᠡ ᠣᠯᠠᠨ ᠴᠢᠬᠤᠯᠠ ᠠᠰᠠᠭᠤᠳᠠᠯ ᠢ ᠬᠥᠷᠰᠢ ᠲᠡᠮᠦᠷ ᠵᠠᠮ᠎ᠠ ᠨᠤᠭᠤᠳ ᠲᠠᠢ ᠬᠡᠯᠡᠯᠴᠡᠵᠦ ᠪᠠᠶᠢᠭ᠎ᠠ ᠶᠤᠮ᠃ ᠡᠨᠡ ᠤᠳᠠᠭ᠎ᠠ ᠶᠢᠨ ᠵᠥᠪᠯᠡᠭᠡᠨ ᠳᠦ 《ᠮᠣᠩᠭᠣᠯ ᠤᠨ ᠲᠡᠮᠦᠷ ᠵᠠᠮ》 ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠨᠢ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠰᠢᠨ᠎ᠡ ᠰᠡᠷᠭᠦᠯᠲᠡ ᠶᠢᠨ ᠪᠣᠳᠣᠯᠭ᠎ᠠ ᠶᠢᠨ ᠪᠣᠭᠣᠮᠲᠠ ᠶᠢᠨ ᠰᠡᠷᠭᠦᠯᠲᠡ ᠶᠢᠨ ᠬᠦᠷᠢᠶᠡᠨ ᠳᠦ ᠬᠡᠷᠡᠭᠵᠢᠭᠦᠯᠵᠦ ᠪᠤᠢ ᠪᠣᠭᠣᠮᠲᠠ ᠨᠤᠭᠤᠳ ᠤᠨ ᠲᠡᠮᠦᠷ ᠵᠠᠮ᠎ᠠ ᠨᠤᠭᠤᠳ ᠤᠨ ᠲᠥᠰᠥᠯ ᠦᠨ ᠲᠠᠯ᠎ᠠ ᠪᠠᠷ ᠲᠠᠨᠢᠯᠴᠠᠭᠤᠯᠤᠯ᠎ᠠ᠃ ᠵᠠᠰᠠᠭ ᠤᠨ ᠭᠠᠵᠠᠷ ᠤᠨ 446 ᠳ᠋ᠤᠭᠠᠷ ᠲᠣᠭᠲᠠᠭᠠᠯ ᠢᠶᠠᠷ ᠮᠣᠩᠭᠣᠯ᠂ ᠬᠢᠲᠠᠳ ᠤᠨ ᠬᠢᠯᠢ ᠶᠢᠨ ᠰᠢᠪᠡᠭᠡᠬᠦᠷᠢᠨ-ᠰᠡᠬᠡᠭᠡ᠂ ᠪᠢᠴᠢᠭ ᠲᠦ-ᠵᠡᠭᠦᠨᠬᠠᠲᠤᠪᠠᠴᠤ ᠪᠣᠭᠣᠮᠲᠠ ᠶᠢᠨ ᠬᠢᠯᠢ ᠳᠠᠮᠨᠠᠭᠰᠠᠨ ᠲᠡᠮᠦᠷ ᠵᠠᠮ ᠤᠨ ᠲᠧᠭᠨᠢᠭ ᠦᠨ ᠨᠥᠬᠥᠴᠡᠯ᠂ ᠪᠦᠲᠦᠭᠡᠨ ᠪᠠᠶᠢᠭᠤᠯᠤᠯᠲᠠ ᠶᠢᠨ ᠠᠰᠠᠭᠤᠳᠠᠯ ᠢᠶᠠᠷ ᠬᠢᠲᠠᠳ ᠤᠨ ᠲᠠᠯ᠎ᠠ ᠲᠠᠢ ᠬᠡᠯᠡᠯᠴᠡᠭᠡ ᠬᠢᠵᠦ᠂ ᠨᠠᠷᠢᠪᠴᠢᠯᠠᠨ ᠲᠣᠬᠢᠷᠠᠯᠴᠠᠬᠤ ᠠᠵᠢᠯ ᠢ 《ᠮᠣᠩᠭᠣᠯ ᠤᠨ ᠲᠡᠮᠦᠷ ᠵᠠᠮ》 ᠲᠥᠷᠦ ᠶᠢᠨ ᠥᠮᠴᠢ ᠶᠢᠨ ᠬᠤᠪᠢᠴᠠᠭᠠᠲᠤ ᠺᠣᠮᠫᠠᠨᠢ ᠲᠤ ᠳᠠᠭᠠᠭᠠᠯᠭᠠᠭᠰᠠᠨ᠃ ᠣᠳᠣ ᠪᠠᠷ 《ᠮᠣᠩᠭᠣᠯ ᠤᠨ ᠲᠡᠮᠦᠷ ᠵᠠᠮ》 ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠨᠢ ᠡᠨᠡ ᠣᠨ ᠤ 02 ᠳ᠋ᠤᠭᠠᠷ ᠰᠠᠷ᠎ᠠ ᠳᠤ ᠬᠡᠯᠡᠯᠴᠡᠭᠡ ᠬᠢᠬᠦ ᠪᠡᠯᠡᠳᠬᠡᠯ ᠠᠵᠢᠯ ᠢ ᠬᠠᠩᠭᠠᠨ ᠠᠵᠢᠯᠯᠠᠵᠤ ᠪᠠᠶᠢᠨ᠎ᠠ᠃ ᠮᠥᠨ 《ᠮᠣᠩᠭᠣᠯ ᠤᠨ ᠲᠡᠮᠦᠷ ᠵᠠᠮ》 ᠲᠥᠷᠦ ᠶᠢᠨ ᠥᠮᠴᠢ ᠶᠢᠨ ᠬᠤᠪᠢᠴᠠᠭᠠᠲᠤ ᠺᠣᠮᠫᠠᠨᠢ ᠨᠢ ᠰᠢᠪᠡᠭᠡᠬᠦᠷᠢᠨ-ᠰᠡᠬᠡᠭᠡ᠂ ᠪᠢᠴᠢᠭ ᠲᠦ-ᠵᠡᠭᠦᠨᠬᠠᠲᠤᠪᠠᠴᠤ ᠪᠣᠭᠣᠮᠲᠠ ᠶᠢᠨ 15-20 ᠣᠷᠴᠢᠮ ᠺᠮ ᠲᠡᠮᠦᠷ ᠵᠠᠮ ᠤᠨ ᠲᠧᠭᠨᠢᠭ᠂ ᠡᠳ᠋ ᠍ ᠦᠨ ᠵᠠᠰᠠᠭ ᠤᠨ ᠦᠨᠳᠦᠰᠦᠯᠡᠯ᠂ ᠵᠢᠷᠤᠭ ᠲᠥᠰᠦᠯ ᠢ ᠪᠣᠯᠪᠠᠰᠤᠷᠠᠭᠤᠯᠵᠤ ᠪᠠᠶᠢᠭ᠎ᠠ ᠪᠥᠭᠡᠳ ᠪᠣᠭᠣᠮᠲᠠ ᠶᠢᠨ ᠲᠡᠮᠦᠷ ᠵᠠᠮ ᠢ 2023 ᠣᠨ ᠤ 07 ᠳ᠋ᠤᠭᠠᠷ ᠰᠠᠷ᠎ᠠ ᠳᠤ ᠠᠰᠢᠭᠯᠠᠯᠲᠠ ᠳᠤ ᠣᠷᠣᠭᠤᠯᠵᠤ᠂ 2023 ᠣᠨ ᠤ 12 ᠳ᠋ᠤᠭᠠᠷ ᠰᠠᠷ᠎ᠠ ᠶᠢ ᠳᠠᠭᠤᠰᠲᠠᠯ᠎ᠠ ᠲᠤᠰ ᠪᠦᠷᠢ 250-300 ᠮᠢᠩᠭᠠᠨ ᠲᠨ ᠠᠴᠢᠶ᠎ᠠ ᠲᠡᠭᠡᠭᠡᠪᠦᠷᠢᠯᠡᠬᠦ ᠪᠡᠷ ᠲᠥᠯᠦᠪᠯᠡᠵᠦ ᠪᠠᠶᠢᠨ᠎ᠠ᠃