ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠲᠡᠭᠡᠭᠡᠪᠦᠷᠢ ᠪᠥᠷᠢᠨ ᠵᠣᠭᠰᠣᠭᠰᠠᠨ ᠭᠡᠰᠡᠨ ᠮᠡᠳᠡᠭᠡᠯᠡᠯ ᠪᠠᠶᠢᠨ᠎ᠠ᠃ ᠲᠤᠷᠰᠢᠯᠲᠠ ᠶᠢᠨ ᠲᠡᠭᠡᠭᠡᠪᠦᠷᠢ ᠬᠢᠭᠳᠡᠬᠦ ᠦᠭᠡᠢ ᠪᠠᠶᠢᠭ᠎ᠠ ᠭᠡᠬᠦ ᠳᠡᠭᠡᠷᠡᠬᠢ ᠮᠡᠳᠡᠭᠡᠯᠡᠯ ᠳᠦ ᠲᠠᠶᠢᠯᠪᠤᠷᠢ ᠥᠭᠭᠦᠭᠡᠴᠢ?

ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠲᠡᠭᠡᠭᠡᠪᠦᠷᠢ ᠪᠥᠷᠢᠨ ᠵᠣᠭᠰᠣᠭᠰᠠᠨ ᠭᠡᠰᠡᠨ ᠮᠡᠳᠡᠭᠡᠯᠡᠯ ᠪᠠᠶᠢᠨ᠎ᠠ᠃ ᠲᠤᠷᠰᠢᠯᠲᠠ ᠶᠢᠨ ᠲᠡᠭᠡᠭᠡᠪᠦᠷᠢ ᠬᠢᠭᠳᠡᠬᠦ ᠦᠭᠡᠢ ᠪᠠᠶᠢᠭ᠎ᠠ ᠭᠡᠬᠦ ᠳᠡᠭᠡᠷᠡᠬᠢ ᠮᠡᠳᠡᠭᠡᠯᠡᠯ ᠳᠦ ᠲᠠᠶᠢᠯᠪᠤᠷᠢ ᠥᠭᠭᠦᠭᠡᠴᠢ? -ᠶᠠᠭᠤᠨ ᠤ ᠡᠮᠦᠨ᠎ᠡ 《ᠮᠣᠩᠭᠣᠯ ᠤᠨ ᠲᠡᠮᠦᠷ ᠵᠠᠮ》 ᠺᠣᠮᠫᠠᠨᠢ ᠶᠢᠨ 《ᠲᠠᠪᠤᠨᠲᠣᠯᠣᠭᠠᠢ-ᠵᠡᠭᠦᠨᠪᠠᠶᠠᠨ》 ᠴᠢᠭᠯᠡᠯ ᠦᠨ ᠲᠡᠮᠦᠷ ᠵᠠᠮ ᠤᠨ ᠲᠤᠷᠰᠢᠯᠲᠠ ᠶᠢᠨ ᠲᠡᠭᠡᠭᠡᠪᠦᠷᠢ ᠪᠤᠶᠤ ᠵᠦᠭᠰᠢᠷᠡᠭᠦᠯᠬᠦ ᠲᠡᠭᠡᠭᠡᠪᠦᠷᠢ 2022 ᠣᠨ ᠤ 03 ᠳ᠋ᠤᠭᠠᠷ ᠰᠠᠷ᠎ᠠ ᠠᠴᠠ ᠡᠬᠢᠯᠡᠨ ᠵᠣᠭᠰᠣᠯᠲᠠ ᠦᠭᠡᠢ ᠦᠷᠭᠦᠯᠵᠢᠯᠡᠵᠦ ᠪᠠᠶᠢᠭ᠎ᠠ ᠭᠡᠳᠡᠭ ᠢ ᠠᠯᠪᠠᠨ ᠶᠣᠰᠣᠭᠠᠷ ᠮᠡᠳᠡᠭᠯᠡᠶ᠎ᠡ᠃ ᠲᠣᠳᠣᠷᠠᠭᠤᠯᠪᠠᠯ᠂ ᠪᠢᠳᠡ ᠥᠩᠭᠡᠷᠡᠭᠰᠡᠨ ᠣᠨ ᠤ 03 ᠳ᠋ᠤᠭᠠᠷ ᠰᠠᠷ᠎ᠠ ᠠᠴᠠ 12 ᠳ᠋ᠤᠭᠠᠷ ᠰᠠᠷ᠎ᠠ ᠶᠢ ᠳᠠᠭᠤᠰᠲᠠᠯ᠎ᠠ ᠨᠡᠶᠢᠲᠡ 729᠂5 ᠮᠢᠩᠭᠠᠨ ᠲᠣᠨ ᠠᠴᠢᠶ᠎ᠠ ᠶᠢ 《ᠲᠠᠪᠤᠨᠲᠣᠯᠣᠭᠠᠢ-ᠵᠡᠭᠦᠨᠪᠠᠶᠠᠨ》 ᠴᠢᠭᠯᠡᠯ ᠦᠨ ᠲᠡᠮᠦᠷ ᠵᠠᠮ ᠢᠶᠠᠷ ᠲᠡᠭᠡᠭᠡᠪᠦᠷᠢᠯᠡᠭᠰᠡᠨ᠃ ᠡᠭᠦᠨ ᠡᠴᠡ ᠵᠡᠭᠦᠨᠪᠠᠶᠠᠨ-ᠬᠠᠩᠭᠢ ᠴᠢᠭᠯᠡᠯ ᠦᠨ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠶᠢᠨ ᠠᠴᠢᠶ᠎ᠠ 435᠂9 ᠮᠢᠩᠭᠠᠨ ᠲᠣᠨ᠂ 99᠂2 ᠮᠢᠩᠭᠠᠨ ᠲᠣᠨ ᠰᠠᠶᠢᠵᠢᠷᠠᠭᠤᠯᠤᠭᠰᠠᠨ ᠰᠢᠬᠠᠮᠠᠯ ᠲᠦᠯᠡᠰᠢᠨ ᠦ ᠲᠦᠭᠦᠬᠡᠢ ᠡᠳ᠋ ᠍ ᠮ᠎ᠡ ᠳᠦᠯᠢᠩ ᠢ᠂ ᠡᠺᠰᠫᠣᠷᠲ ᠤᠨ ᠨᠡᠭᠦᠷᠡᠰᠦ 133᠂6 ᠮᠢᠩᠭᠠᠨ ᠲᠣᠨ ᠪᠣᠯᠤᠨ ᠣᠷᠣᠨ ᠨᠤᠲᠤᠭ ᠤᠨ ᠲᠡᠭᠡᠭᠡᠪᠦᠷᠢ᠂ ᠬᠣᠭᠣᠰᠣᠨ ᠴᠢᠩᠭᠡᠯᠢᠭ ᠭᠡᠬᠦ ᠮᠡᠲᠦ 60᠂8 ᠮᠢᠩᠭᠠᠨ ᠲᠣᠨ ᠠᠴᠢᠶ᠎ᠠ ᠶᠢ ᠲᠤᠰ ᠲᠤᠰ ᠲᠡᠭᠡᠭᠡᠪᠦᠷᠢᠯᠡᠭᠰᠡᠨ᠃ ᠲᠡᠭᠦᠨᠴᠢᠯᠡᠨ 2023 ᠣᠨ ᠳᠤ ᠵᠦᠭᠰᠢᠷᠡᠭᠦᠯᠬᠦ ᠲᠡᠭᠡᠭᠡᠪᠦᠷᠢᠯᠡᠯᠲᠡ ᠦᠷᠭᠦᠯᠵᠢᠯᠡᠵᠦ 01 ᠳ᠋ᠦ᠋ᠭᠡᠷ ᠰᠠᠷ᠎ᠠ ᠶᠢᠨ 30 ᠍ ᠤ ᠪᠠᠶᠢᠳᠠᠯ ᠢᠶᠠᠷ 《ᠲᠠᠪᠤᠨᠲᠣᠯᠣᠭᠠᠢ-ᠵᠡᠭᠦᠨᠪᠠᠶᠠᠨ》 ᠴᠢᠭᠯᠡᠯ ᠦᠨ ᠲᠡᠮᠦᠷ ᠵᠠᠮ ᠢᠶᠠᠷ ᠤᠯᠠᠭᠠᠨᠪᠠᠭᠠᠲᠤᠷ ᠬᠣᠲᠠ ᠶᠢ ᠤᠲᠤᠭ᠎ᠠ ᠦᠭᠡᠢ ᠲᠦᠯᠡᠰᠢ ᠪᠡᠷ ᠬᠠᠩᠭᠠᠬᠤ ᠨᠡᠶᠢᠭᠡᠮ ᠦᠨ ᠬᠠᠷᠢᠭᠤᠴᠠᠯᠭ᠎ᠠ ᠶᠢᠨ ᠬᠦᠷᠢᠶᠡᠨ ᠳᠦ 《ᠲᠠᠪᠤᠨᠲᠣᠯᠣᠭᠠᠢ ᠲᠦᠯᠡᠰᠢ》 ХХК ᠍ ᠤᠨ 36᠂4 ᠮᠢᠩᠭᠠᠨ ᠲᠣᠨ ᠰᠠᠶᠢᠵᠢᠷᠠᠭᠤᠯᠤᠭᠰᠠᠨ ᠰᠢᠬᠠᠮᠠᠯ ᠲᠦᠯᠡᠰᠢᠨ ᠦ ᠲᠦᠭᠦᠬᠡᠢ ᠡᠳ᠋ ᠪᠣᠯᠬᠤ ᠮ᠎ᠡ ᠳᠦᠯᠢᠩ ᠦᠨ ᠲᠡᠭᠡᠭᠡᠪᠦᠷᠢᠯᠡᠯᠲᠡ ᠶᠢ ᠬᠢᠭᠡᠳ ᠪᠠᠶᠢᠨ᠎ᠠ᠃ ᠲᠡᠭᠦᠨᠴᠢᠯᠡᠨ ᠵᠦᠭᠰᠢᠷᠡᠭᠦᠯᠬᠦ ᠲᠡᠭᠡᠭᠡᠪᠦᠷᠢᠯᠡᠯᠲᠡ ᠶᠢ ᠭᠦᠢᠴᠡᠳᠭᠡᠬᠦ ᠶᠢᠨ ᠵᠡᠷᠭᠡᠴᠡᠭᠡ 《ᠲᠠᠪᠤᠨᠲᠣᠯᠣᠭᠠᠢ-ᠵᠡᠭᠦᠨᠪᠠᠶᠠᠨ》 ᠴᠢᠭᠯᠡᠯ ᠦᠨ ᠲᠡᠮᠦᠷ ᠵᠠᠮ ᠤᠨ ᠳᠣᠬᠢᠶᠠᠯᠠᠯ᠂ ᠲᠥᠪᠯᠡᠷᠡᠭᠦᠯᠦᠯᠲᠡ᠂ ᠬᠣᠯᠪᠣᠭᠠᠨ ᠤ ᠪᠠᠶᠢᠭᠤᠯᠤᠮᠵᠢ ᠶᠢᠨ ᠪᠠᠷᠢᠯᠭ᠎ᠠ ᠤᠭᠰᠠᠷᠠᠯᠲᠠ ᠶᠢᠨ ᠠᠵᠢᠯ ᠢ ᠢᠵᠢ ᠪᠦᠷᠢᠨ ᠳᠠᠭᠤᠰᠬᠠᠵᠤ᠂ ᠭᠠᠯᠲᠤ ᠲᠡᠷᠭᠡᠨ ᠦ ᠬᠥᠳᠡᠯᠭᠡᠭᠡᠨ ᠦ ᠠᠶᠤᠯ ᠦᠭᠡᠢ ᠪᠠᠶᠢᠳᠠᠯ ᠢ ᠬᠠᠩᠭᠠᠬᠤ ᠪᠣᠯᠤᠮᠵᠢ ᠲᠠᠢ ᠪᠣᠯᠤᠭᠰᠠᠨ ᠢ ᠦᠨᠳᠦᠰᠦᠯᠡᠨ ᠲᠧᠭᠨᠢᠭ ᠦᠨ ᠺᠣᠮᠢᠰ 2022 ᠣᠨ ᠤ 12 ᠳ᠋ᠤᠭᠠᠷ ᠰᠠᠷ᠎ᠠ ᠶᠢᠨ 26-27 ᠍ ᠤ ᠡᠳᠦᠷ ᠦᠳ ᠲᠦ ᠠᠵᠢᠯᠯᠠᠭᠰᠠᠨ᠃ ᠲᠧᠭᠨᠢᠭ ᠦᠨ ᠺᠣᠮᠢᠰ ᠠᠴᠠ ᠥᠭᠭᠦᠭᠰᠡᠨ ᠲᠣᠳᠣᠷᠬᠠᠢ ᠡᠭᠦᠷᠭᠡ ᠳᠠᠭᠠᠭᠠᠯᠭᠠᠪᠤᠷᠢ ᠨᠤᠭᠤᠳ ᠢ ᠪᠣᠭᠣᠨᠢ ᠬᠤᠭᠤᠴᠠᠭᠠᠨ ᠳᠤ ᠬᠢᠵᠦ ᠭᠦᠢᠴᠡᠳᠭᠡᠨ ᠤᠯᠤᠰ ᠤᠨ ᠺᠣᠮᠢᠰ ᠲᠤ ᠬᠦᠯᠢᠶᠡᠯᠭᠡᠨ ᠥᠭᠬᠦ ᠪᠡᠷ ᠠᠵᠢᠯᠯᠠᠵᠤ ᠪᠠᠶᠢᠨ᠎ᠠ᠃ ᠲᠠ ᠰᠠᠶ᠋ᠢ ᠥᠩᠭᠡᠷᠡᠭᠰᠡᠨ ᠣᠨ ᠳᠤ 730 ᠮᠢᠩᠭ᠎ᠠ ᠣᠷᠴᠢᠮ ᠲᠨ ᠠᠴᠢᠶ᠎ᠠ ᠶᠢ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠢᠶᠠᠷ ᠲᠡᠭᠡᠭᠡᠪᠦᠷᠢᠯᠡᠭᠰᠡᠨ ᠭᠡᠵᠦ ᠬᠡᠯᠡᠯ᠎ᠡ᠃ ᠲᠡᠭᠡᠪᠡᠯ ᠡᠨᠡ ᠣᠨ ᠳᠤ ᠲᠠᠨ ᠤ ᠬᠢ ᠬᠡᠳᠦᠢ ᠬᠡᠮᠵᠢᠶᠡᠨ ᠦ ᠠᠴᠢᠶ᠎ᠠ ᠲᠡᠭᠡᠭᠡᠪᠦᠷᠢᠯᠡᠬᠦ ᠪᠤᠢ? -2023 ᠣᠨ ᠳᠤ 《ᠮᠣᠩᠭᠣᠯ ᠤᠨ ᠲᠡᠮᠦᠷ ᠵᠠᠮ》 ᠺᠣᠮᠫᠠᠨᠢ ᠨᠢ ᠲᠡᠭᠡᠭᠡᠪᠦᠷᠢᠯᠡᠯᠲᠡ ᠶᠢᠨ ᠦᠢᠯᠡ ᠠᠵᠢᠯᠯᠠᠭ᠎ᠠ ᠶᠢ ᠪᠠᠨ ᠨᠡᠮᠡᠭᠳᠡᠭᠦᠯᠵᠦ 5᠂000᠂000 ᠲᠣᠨ ᠠᠴᠢᠶ᠎ᠠ ᠲᠡᠭᠡᠭᠡᠪᠦᠷᠢᠯᠡᠬᠦ ᠲᠥᠯᠥᠪᠯᠡᠭᠡ ᠲᠡᠢ ᠠᠵᠢᠯᠯᠠᠵᠤ ᠪᠠᠶᠢᠨ᠎ᠠ᠃